᠀᠋ᠳᠠᠷᠬᠠᠨ ᠮᠠᠨ ᠤ ᠲᠤᠰᠠᠭᠠᠷ ᠤᠯᠤᠰ ᠳᠠᠶᠠᠭᠠᠷ ᠮᠣᠩᠭᠣᠯ ᠤᠨ ᠠᠷᠢᠭᠤᠨ ᠭᠣᠯᠣᠮᠲᠠ ᠳᠠᠯᠠᠢ ᠶᠡᠬᠡ ᠳᠡᠭᠡᠳᠦᠰ ᠦᠨ ᠭᠡᠭᠡᠨ ᠦᠢᠯᠡᠰ ᠳᠠᠩᠳᠠ ᠡᠩᠬᠡᠵᠢᠵ ᠡᠭᠦᠷᠢᠳᠡ ᠮᠥᠩᠬᠡᠵᠢᠨᠡ᠃ ᠀᠋ᠬᠠᠮᠤᠭ ᠳᠡᠯᠡᠬᠡᠢ ᠶᠢᠨ ᠰᠢᠳᠤᠷᠭᠤ ᠤᠯᠤᠰ ᠲᠠᠢ ᠬᠠᠮᠲᠤᠷᠠᠨ ᠨᠢᠭᠡᠳᠦᠭᠰᠡᠨ ᠡᠪ ᠢᠶᠡᠨ ᠪᠡᠬᠢᠵᠢᠭᠦᠯᠵᠦ ᠬᠠᠲᠠᠨ ᠵᠣᠷᠢᠭ᠂ ᠪᠦᠬᠦᠢ ᠯᠠ ᠴᠢᠳᠠᠯ ᠢᠶᠠᠷ ᠢᠶᠠᠨ ᠬᠠᠶᠢᠷᠠᠲᠠᠢ ᠮᠣᠩᠭᠣᠯ ᠣᠷᠣᠨ ᠢᠶᠠᠨ ᠮᠠᠨᠳᠤᠭᠤᠯᠤᠶᠠ᠃ ᠀᠋ᠥᠨᠳᠥᠷ ᠲᠥᠷᠥ ᠶᠢᠨ ᠮᠢᠨᠢ ᠰᠦᠯᠳᠡ ᠢᠪᠡᠭᠡᠵᠦ ᠥᠷᠭᠡᠨ ᠲᠦᠮᠡᠨ ᠦ ᠮᠢᠨᠢ ᠵᠠᠶᠠᠭᠠ ᠲᠦᠰᠢᠵᠦ ᠦᠨᠳᠦᠰᠦ ᠢᠵᠠᠭᠤᠷ᠂ ᠬᠡᠯᠡ ᠰᠤᠶᠤᠯ ᠢᠶᠠᠨ ᠦᠷᠡ ᠶᠢᠨ ᠦᠷᠡ ᠳᠦ ᠪᠡᠨ ᠥᠪᠯᠡᠨ ᠪᠠᠳᠠᠷᠠᠭᠠᠶᠠ᠃ ᠀᠋ᠡᠷᠡᠯᠬᠡᠭ ᠮᠣᠩᠭᠣᠯ ᠤᠨ ᠵᠣᠯ ᠲᠠᠢ ᠠᠷᠠᠳ ᠤᠳ ᠡᠷᠬᠡ ᠴᠢᠯᠦᠭᠡ ᠵᠢᠷᠭ ᠭᠠᠯ ᠢ ᠡᠳᠯᠡᠪᠡ ᠵᠢᠷᠭᠠᠯ ᠤᠨ ᠲᠦᠯᠬᠢᠭᠦᠷ᠂ ᠬᠥᠭᠵᠢᠯ ᠦᠨ ᠲᠤᠯᠭᠠᠭᠤᠷᠢ ᠵᠢᠪᠬᠤᠯᠠᠩᠲᠤ ᠮᠠᠨ ᠤ ᠣᠷᠣᠨ ᠮᠠᠨᠳᠤᠲᠤᠭᠠᠢ᠃